作词 : Dashdondog Bayarmagnai/Temuulen Naranbaatar/Galbadrakh Tsendbaatar/Nyamjantsan Galsanjamts/Enkhsaikhan Batjargal
作曲 : Dashdondog Bayarmagnai/Temuulen Naranbaatar/Galbadrakh Tsendbaatar/Nyamjantsan Galsanjamts/Enkhsaikhan Batjargal
ᠡᠷᠲᠡ ᠯᠠ ᠤᠷᠢᠳᠤ ᠶᠢᠨ ᠴᠠᠭ ᠲᠤ ᠯᠠ ᠭᠡᠨᠡ ᠡ
ᠬᠥᠷᠥᠰᠥ ᠳᠦ ᠠᠯᠲᠠᠨ ᠳᠡᠯᠡᠬᠡᠢ ᠶᠢᠨ ᠬᠢᠵᠠᠭᠠᠷ ᠲᠤ
ᠬᠥᠪᠥᠭᠡ ᠭᠠᠵᠠᠷ ᠲᠤ ᠨᠤᠲᠤᠭ ᠲᠠᠢ
ᠣᠩᠭᠣᠨ ᠵᠡᠯᠢᠭᠦᠳ ᠪᠠᠶᠢᠭᠠᠯᠢ ᠲᠠᠢ
ᠬᠥᠯ ᠦᠭᠡᠢ ᠴᠡᠩᠬᠡᠷ ᠨᠠᠭᠤᠷᠠᠨ ᠳᠤ ᠨᠢ
ᠤᠷᠢᠨ ᠳᠤᠯᠠᠭᠠᠨ ᠢᠷᠡᠬᠦ ᠴᠠᠭ ᠲᠤ
ᠬᠣᠯᠠ ᠶᠢᠨ ᠭᠠᠵᠠᠷ ᠠᠴᠠ ᠤᠰᠤᠨ ᠤ ᠰᠢᠪᠠᠭᠤᠳ
ᠭᠠᠩᠭᠠᠨᠠᠨ ᠳᠡᠭᠦᠯᠢᠨ ᠨᠢᠰᠦᠭᠰᠡᠭᠡᠷ ᠢᠷᠡᠵᠡᠢ
ᠥᠰᠴᠦ ᠲᠣᠷᠨᠢᠭᠰᠠᠨ ᠦᠷᠡᠰ ᠢᠶᠡᠨ ᠬᠠᠷᠠᠨ
ᠡᠪᠦᠭᠡᠨ ᠨᠠᠭᠤᠷ ᠨᠢ ᠪᠠᠶᠠᠰᠤᠨ ᠳᠣᠯᠭᠢᠯᠠᠵᠤ
ᠡᠳᠦᠷᠵᠢᠨ ᠨᠠᠭᠠᠳᠤᠨ ᠴᠡᠩᠭᠡᠪᠡ ᠭᠡᠨᠡ ᠡ
ᠰᠥᠨᠢᠵᠢᠨ ᠳᠠᠭᠤᠯᠠᠨ ᠪᠠᠶᠠᠰᠪᠠ ᠭᠡᠨᠡ
ᠶᠡᠬᠡ ᠯᠠ ᠴᠠᠭ ᠯᠠ ᠥᠩᠭᠡᠷᠡᠪᠡ ᠭᠡᠨᠡ ᠡ
ᠵᠤᠨ ᠤ ᠳᠤᠮᠳᠠ ᠰᠠᠷᠠ ᠠᠯᠤᠰᠯᠠᠪᠠ ᠭᠡᠨᠡ
ᠶᠠᠭᠤᠲᠠᠢ ᠰᠠᠶᠢᠬᠠᠨ ᠠᠵᠠ ᠵᠢᠷᠭᠠᠯ ᠪᠤᠢ
ᠤᠶᠢᠲᠠᠢ ᠬᠠᠶᠠᠯᠠᠨ ᠳᠣᠯᠭᠢᠨᠠ ᠪᠤᠢ
ᠡ ᠢᠢ ᠡ
ᠨᠢᠭᠡ ᠯᠠ ᠬᠤᠨ ᠶᠡᠬᠡ ᠯᠠ ᠭᠤᠨᠢᠭᠲᠠᠢ
ᠢᠵᠢᠯᠢ ᠪᠡᠨ ᠬᠠᠶᠢᠨ ᠲᠡᠮᠡᠦᠯᠪᠡ ᠭᠡᠨᠡ
ᠡᠷᠭᠢᠨ ᠲᠣᠭᠣᠷᠢᠨ ᠳᠤ ᠬᠡᠷᠦᠨ ᠬᠡᠰᠦᠵᠦ
ᠬᠠᠶᠢᠷᠠᠲᠠᠢ ᠬᠣᠣᠰ ᠢᠶᠠᠨ ᠤᠯᠪᠠ ᠭᠡᠨᠡ
ᠣᠷᠣᠶᠢᠲᠠᠵᠤ ᠣᠯᠳᠠᠭᠰᠠᠨ ᠲᠡᠷᠡ ᠯᠠ ᠬᠠᠶᠢᠷᠠᠨ ᠳᠤ
ᠤᠮᠪᠠᠨ ᠨᠠᠭᠠᠳᠤᠨ ᠵᠢᠷᠭᠠᠪ ᠭᠡᠨᠡ
ᠣᠷᠴᠢᠯᠠᠩ ᠳᠡᠯᠡᠬᠡᠢ ᠶᠢ ᠮᠠᠷᠲᠠᠨ ᠳᠤᠷᠠᠯᠠᠵᠤ
ᠣᠯᠠᠨ ᠬᠣᠨᠣᠭ ᠢ ᠬᠤᠷᠭᠤᠭᠠᠪᠠ ᠭᠡᠨᠡ
ᠦᠷᠡ ᠲᠡᠢ ᠪᠣᠯᠤᠭᠰᠠᠨ ᠢᠶᠠᠨ ᠢᠵᠢᠯᠢ ᠳᠦ ᠪᠡᠨ ᠳᠠᠭᠤᠯᠠᠭᠠᠨ
ᠡᠭᠦᠷᠢᠳᠡ ᠬᠠᠮᠲᠤ ᠪᠠᠶᠢᠬᠤ ᠪᠠᠨ ᠠᠮᠠᠯᠠᠪᠠ ᠭᠡᠨᠡ
ᠥᠰᠴᠦ ᠲᠣᠷᠨᠢᠭᠰᠠᠨ ᠨᠠᠭᠤᠷᠠᠨ ᠳᠤ ᠪᠠᠨ ᠭᠡᠷᠯᠡᠵᠦ
ᠥᠨᠢ ᠯᠠ ᠮᠥᠩᠬᠡᠳ ᠵᠠᠷᠭᠤᠨᠠ ᠭᠡᠪ
ᠥᠨᠳᠡᠭᠡᠨ ᠳᠣᠯᠣᠭᠠᠨ ᠦᠷᠡᠰ ᠨᠢ ᠮᠡᠨᠳᠦᠯᠡᠵᠦ
ᠤᠴᠢᠷ ᠦᠭᠡᠢ ᠶᠡᠬᠡ ᠯᠠ ᠪᠠᠶᠠᠷᠯᠠᠪᠠ ᠭᠡᠨᠡ
ᠠᠮᠢᠳᠤᠷᠠᠯ ᠰᠠᠶᠢᠬᠠᠨ ᠪᠣᠯᠪᠠ ᠭᠡᠨᠡ ᠡ
ᠠᠵᠠ ᠵᠢᠷᠭᠠᠯ ᠢᠶᠠᠷ ᠯᠠ ᠳᠦᠭᠦᠷᠪᠡ ᠭᠡᠨᠡ
ᠡ ᠢᠢ ᠡ
ᠭᠡᠭᠡᠨ ᠡᠳᠦᠷ ᠦᠨ ᠨᠠᠷᠠᠨ ᠵᠢᠷᠭᠠᠵᠤ
ᠢᠯᠴᠢ ᠯᠠ ᠶᠠᠭᠤ ᠶᠢ ᠪᠠᠨ ᠬᠤᠮᠢᠪ ᠭᠡᠨᠡ
ᠭᠡᠷᠡᠯᠲᠦ ᠴᠠᠭᠠᠨ ᠰᠠᠷᠠᠨ ᠪᠦᠦᠳᠡᠶᠢᠵᠦ
ᠡᠭᠦᠯᠡᠨ ᠴᠠᠭᠠᠭᠤᠷ ᠨᠢᠭᠤᠭᠳᠠᠪᠠ ᠭᠡᠨᠡ
ᠬᠠᠷᠠ ᠯᠠ ᠨᠢᠳᠦᠨ ᠬᠠᠭᠠ ᠯᠠ ᠬᠥᠯᠳᠡᠵᠦ
ᠬᠠᠬᠢᠷ ᠶᠡᠬᠡ ᠪᠡᠷ ᠬᠦᠢᠲᠡᠷᠡᠪᠡ ᠭᠡᠨᠡ
ᠬᠠᠷᠠᠵᠠᠨ ᠤ ᠤᠰᠤ ᠨᠢ ᠲᠠᠰᠤ ᠯᠠ ᠠᠨᠢᠵᠤ
ᠬᠠᠮᠤᠭ ᠳᠡᠯᠡᠬᠡᠢ ᠬᠠᠷᠠᠯᠵᠢ ᠭᠡᠨᠡ
ᠠᠶᠠᠨ ᠵᠠᠮ ᠳᠤ ᠪᠠᠨ ᠭᠠᠷᠬᠤ ᠪᠠᠷ ᠪᠣᠯᠵᠤ ᠯᠠ
ᠦᠷᠡ ᠵᠤᠯᠵᠠᠭᠠ ᠪᠠᠨ ᠪᠦᠷᠢᠳᠬᠡᠪᠡ ᠭᠡᠨᠡ
ᠥᠳᠥ ᠨᠢ ᠤᠷᠭᠤᠵᠤ ᠠᠮᠵᠢᠭᠠ ᠦᠭᠡᠢ
ᠦᠷᠡᠰ ᠨᠢ ᠶᠡᠬᠡ ᠯᠠ ᠬᠢᠴᠢᠶᠡᠪᠡ ᠭᠡᠨᠡ
ᠣᠯᠠᠨ ᠨᠢᠯᠬᠠ ᠳᠡᠭᠳᠡᠭᠡᠬᠡᠢ ᠪᠡᠨ
ᠣᠷᠴᠢᠯᠠᠩ ᠳᠡᠯᠡᠬᠡᠢ ᠳᠦ ᠦᠯᠡᠳᠡᠭᠡᠬᠦ ᠭᠡᠵᠦ
ᠳᠠᠯᠠᠪᠴᠢᠨ ᠨᠥᠮᠦᠷᠢᠲᠦᠭᠡ ᠬᠤᠮᠢᠪ ᠭᠡᠨᠡ
ᠥᠪᠡᠷ ᠢ ᠪᠡᠨ ᠠᠪᠤᠷᠠᠵᠤ ᠡᠰᠡ ᠴᠢᠳᠠᠪᠠ ᠭᠡᠨᠡ
ᠡ ᠢᠢ ᠡ
ᠬᠠᠷᠠᠬᠤ ᠨᠢᠳᠦᠨ ᠦ ᠬᠢ ᠨᠢ ᠭᠠᠯ ᠪᠥᠬᠥᠪᠡᠴᠦ
ᠨᠢᠯᠪᠤᠰᠤ ᠲᠠᠲᠠᠷᠠᠭᠰᠠᠨ ᠦᠭᠡᠢ ᠭᠡᠨᠡ
ᠬᠠᠯᠠᠭᠤᠨ ᠠᠮᠢᠨ ᠤ ᠬᠢ ᠨᠢ ᠭᠣᠣᠯ ᠲᠠᠰᠤᠷᠠᠪᠠᠴᠤ
ᠬᠠᠷᠠᠭᠤᠰᠤᠯ ᠳᠤᠮᠳᠠᠷᠠᠭᠰᠠᠨ ᠦᠭᠡᠢ ᠭᠡᠨᠡ
ᠬᠠᠷᠠᠬᠤ ᠨᠢᠳᠦᠨ ᠦ ᠬᠢ ᠨᠢ ᠭᠠᠯ ᠪᠥᠬᠥᠪᠡᠴᠦ
ᠨᠢᠯᠪᠤᠰᠤ ᠲᠠᠲᠠᠷᠠᠭᠰᠠᠨ ᠦᠭᠡᠢ ᠭᠡᠨᠡ
ᠬᠠᠯᠠᠭᠤᠨ ᠠᠮᠢᠨ ᠤ ᠬᠢ ᠨᠢ ᠭᠣᠣᠯ ᠲᠠᠰᠤᠷᠠᠪᠠᠴᠤ
ᠬᠠᠷᠠᠭᠤᠰᠤᠯ ᠳᠤᠮᠳᠠᠷᠠᠭᠰᠠᠨ ᠦᠭᠡᠢ ᠭᠡᠨᠡ
ᠤᠷᠭᠤᠭᠠ ᠦᠭᠡᠢ ᠳᠠᠯᠠᠪᠴᠢᠨ ᠤ ᠬᠣᠶᠢᠨᠠ ᠠᠴᠠ
ᠤᠬᠢᠯᠠᠵᠤ ᠯᠠ ᠬᠠᠯᠢᠭᠰᠠᠨ ᠬᠤᠨ ᠢᠵᠢᠢ
ᠤᠨᠲᠠᠭᠠ ᠰᠡᠷᠡᠭᠦᠨ ᠦ ᠵᠠᠪᠰᠠᠷ
ᠪᠦᠪᠡᠶᠢᠯᠡᠵᠦ ᠣᠳᠤᠭᠰᠠᠨ ᠬᠤᠨ ᠢᠵᠢᠢ