作曲 : Javkhlan Samand
ᠰᠠᠷᠠ ᠲᠠᠢ ᠰᠥᠨᠢ ᠰᠡᠯᠡᠭᠦᠬᠡᠨ ᠳᠤ
ᠰᠠᠢᠬᠠᠨ ᠪᠠᠢᠭᠠᠯᠢ ᠭᠠᠩᠭᠠᠨ ᠪᠠᠢᠨᠠ
ᠰᠠᠯᠤᠭᠠᠳ ᠤᠳᠠᠭᠰᠠᠨ ᠠᠮᠠᠷᠠᠭ ᠴᠢᠮᠠ ᠶᠢ ᠪᠠᠨ
ᠰᠠᠨᠠᠨ ᠰᠠᠨᠠᠨ ᠳᠠᠭᠤᠯᠠᠮᠠᠷ ᠪᠠᠢᠨᠠ
ᠠᠯᠤᠰ ᠤᠨ ᠠᠭᠤᠯᠠ ᠬᠠᠢᠷᠬᠠᠨ ᠨᠤᠭᠤᠳ ᠨᠢ
ᠠᠯᠠᠭᠠᠨ ᠳᠡᠭᠡᠷᠡ ᠮᠢᠨᠢ ᠪᠠᠢᠭᠠ ᠰᠢᠭ᠋
ᠠᠯᠢᠶᠠ ᠬᠣᠩᠭᠣᠷ ᠪᠦᠰᠡᠭᠦᠢ ᠮᠢᠨᠢ
ᠴᠢ ᠬᠠᠵᠠᠭᠤ ᠳᠤ ᠮᠢᠨᠢ ᠪᠠᠢᠭᠠᠰᠠᠢ
᠂
ᠰᠥᠨᠢ ᠶᠢᠨ ᠣᠳᠣᠳ ᠰᠦᠮᠡᠯᠵᠡᠩᠭᠡᠨ
ᠰᠦᠮᠪᠦᠷ ᠠᠭᠤᠯᠠᠰ ᠨᠢ ᠪᠦᠷᠲᠡᠯᠵᠡᠩᠭᠡᠨ ᠪᠠᠢᠨᠠ
ᠰᠢᠨᠡᠬᠡᠨ ᠲᠠᠨᠢᠯᠴᠠᠭᠰᠠᠨ ᠠᠮᠠᠷᠠᠭ ᠴᠢᠮᠠ ᠪᠠᠨ
ᠪᠣᠯᠵᠣᠭᠰᠠᠨ ᠭᠠᠵᠠᠷ ᠬᠦᠯᠢᠶᠠᠨ ᠪᠠᠢᠨᠠ
ᠠᠯᠤᠰ ᠤᠨ ᠠᠭᠤᠯᠠ ᠬᠠᠢᠷᠬᠠᠨ ᠨᠤᠭᠤᠳ ᠨᠢ
ᠠᠯᠠᠭᠠᠨ ᠳᠡᠭᠡᠷᠡ ᠮᠢᠨᠢ ᠪᠠᠢᠭᠠ ᠰᠢᠭ᠋
ᠠᠯᠢᠶᠠ ᠬᠣᠩᠭᠣᠷ ᠪᠦᠰᠡᠭᠦᠢ ᠮᠢᠨᠢ
ᠴᠢ ᠬᠠᠵᠠᠭᠤ ᠳᠤ ᠮᠢᠨᠢ ᠪᠠᠢᠭᠠᠰᠠᠢ
᠂
ᠶᠠᠭᠠᠷᠠᠭᠰᠠᠨ ᠰᠡᠳᠬᠢᠯ ᠮᠢᠨᠢ ᠭᠡᠭᠡᠯᠵᠡᠭᠡᠳ ᠪᠠᠢᠨᠠ
ᠶᠠᠭᠠᠬᠢᠭᠠᠳ ᠴᠢ ᠮᠢᠨᠢ ᠤᠳᠠᠭᠠᠳ ᠪᠣᠢ
ᠦᠨᠦᠰᠦᠭᠡᠳ ᠰᠠᠯᠤᠭᠰᠠᠨ ᠲᠡᠷᠡ ᠪᠣᠯᠵᠣᠭᠠ ᠪᠠᠨ
ᠦᠭᠡᠢᠯᠡᠵᠦ ᠪᠠᠢᠨᠠ ᠦᠦ ᠬᠣᠩᠭᠣᠷ ᠮᠢᠨᠢ
ᠠᠯᠤᠰ ᠤᠨ ᠠᠭᠤᠯᠠ ᠬᠠᠢᠷᠬᠠᠨ ᠨᠤᠭᠤᠳ ᠨᠢ
ᠠᠯᠠᠭᠠᠨ ᠳᠡᠭᠡᠷᠡ ᠮᠢᠨᠢ ᠪᠠᠢᠭᠠ ᠰᠢᠭ᠋
ᠠᠯᠢᠶᠠ ᠬᠣᠩᠭᠣᠷ ᠪᠦᠰᠡᠭᠦᠢ ᠮᠢᠨᠢ
ᠴᠢ ᠬᠠᠵᠠᠭᠤ ᠳᠤ ᠮᠢᠨᠢ ᠪᠠᠢᠭᠠᠰᠠᠢ
ᠠᠯᠤᠰ ᠤᠨ ᠠᠭᠤᠯᠠ ᠬᠠᠢᠷᠬᠠᠨ ᠨᠤᠭᠤᠳ
ᠠᠯᠠᠭᠠᠨ ᠳᠡᠭᠡᠷᠡ ᠮᠢᠨᠢ ᠪᠠᠢᠭᠠ ᠰᠢᠭ᠋
ᠠᠯᠢᠶᠠ ᠬᠣᠩᠭᠣᠷ ᠪᠦᠰᠡᠭᠦᠢ ᠮᠢᠨᠢ
ᠴᠢ ᠬᠠᠵᠠᠭᠤ ᠳᠤ ᠮᠢᠨᠢ ᠪᠠᠢᠭᠠᠰᠠᠢ